作词 : Tsaganlantu 作曲 : Burenbayar ᠪᠤᠶᠠᠨᠲᠤ ᠬᠤᠶᠠᠷ ᠮᠢᠨᠢ ᠨᠠᠷᠠ ᠶᠤᠮᠰᠠᠨ ᠰᠢᠯᠦᠭ᠄ ᠴᠠᠭᠠᠨᠯᠠᠩᠲᠤ ᠠᠶᠠᠯᠭᠤ᠄ ᠪᠦᠷᠡᠨᠪᠠᠶᠠᠷ ᠳᠠᠭᠤᠴᠢᠨ᠄ ᠨᠠᠷᠠᠨᠮᠠᠨᠳᠤᠬᠤ ᠵᠢᠨ ᠰᠠᠬᠢᠶ᠎ᠠ ᠠᠵᠠ ᠵᠢᠨ ᠬᠤᠷᠤ᠎ᠠ ᠳ᠋ᠤ ᠵᠠᠶᠠᠭ᠎ᠠ ᠲᠦᠰᠢᠭᠰᠡᠨ ᠠᠪᠤ ᠮᠢᠨᠢ ᠬᠥᠭᠡᠷᠦᠬᠦᠢ ᠨᠠᠷᠠ ᠶᠤᠮᠰᠠᠨ ᠨᠠᠷᠠ ᠶᠤᠮᠰᠠᠨ ᠨᠠᠯᠠᠭᠠᠷ ᠪᠡᠶ᠎ᠡ ᠶ᠋ᠢ ᠮᠢᠨᠢ ᠵᠢᠷᠭᠠᠯ ᠳ᠋ᠤ ᠬᠦᠲᠦᠯᠦᠭᠰᠡᠨ ᠠᠴᠢᠯᠠᠯ ᠬᠠᠶ᠋ᠢᠷ᠎ᠠ ᠵᠢᠨ ᠲᠡᠭᠷᠢ ᠶᠤᠮᠰᠠᠨ ᠠᠢ ᠁ ᠳ᠋ᠠ ᠁ ᠬᠦ᠋ ᠠᠴᠢᠯᠠᠯ ᠬᠠᠶ᠋ᠢᠷ᠎ᠠ ᠵᠢᠨ ᠲᠡᠭᠷᠢ ᠶᠤᠮᠰᠠᠨ • ᠡᠩᠬᠡ ᠵᠢᠨ ᠬᠤᠷᠤ᠎ᠠ ᠳ᠋ᠤ ᠬᠠᠶ᠋ᠢᠷ᠎ᠠ ᠲᠡᠯᠡᠭᠰᠡᠨ ᠡᠵᠢ ᠮᠢᠨᠢ ᠬᠥᠭᠡᠷᠦᠬᠦᠢ ᠨᠠᠷᠠ ᠶᠤᠮᠰᠠᠨ ᠨᠠᠷᠠ ᠶᠤᠮᠰᠠᠨ ᠡᠨᠡᠬᠡᠨ ᠪᠡᠶ᠎ᠡ ᠶ᠋ᠢ ᠮᠢᠨᠢ ᠦᠰᠭᠡᠵᠤ ᠲᠤᠷᠨᠢᠭᠤᠯᠤᠭᠰᠠᠨ ᠡᠩ ᠦᠭᠡᠢ ᠬᠠᠶ᠋ᠢᠷ᠎ᠠ ᠵᠢᠨ ᠪᠦᠪᠡᠢ ᠶᠤᠮᠰᠠᠨ ᠠᠢ ᠁ ᠳ᠋ᠠ ᠁ ᠬᠦ᠋ ᠡᠩ ᠦᠭᠡᠢ ᠬᠠᠶ᠋ᠢᠷ᠎ᠠ ᠵᠢᠨ ᠪᠦᠪᠡᠢ ᠶᠤᠮᠰᠠᠨ • ᠪᠤᠶᠠᠨᠲᠤ ᠬᠤᠷᠤ᠎ᠠ ᠳ᠋ᠤ ᠬᠡᠶ᠋ᠢᠮᠣᠷᠢ ᠲᠡᠳᠬᠦᠭᠰᠡᠨ ᠪᠤᠭᠤᠷᠤᠯ ᠬᠤᠶᠠᠷ ᠮᠢᠨᠢ ᠨᠠᠷᠠ ᠶᠤᠮᠰᠠᠨ ᠨᠠᠷᠠ ᠶᠤᠮᠰᠠᠨ ᠪᠤᠳᠠᠯᠠᠩ ᠳᠡᠯᠡᠬᠡᠢ ᠳ᠋ᠤ ᠭᠠᠭᠴᠠᠬᠠᠨ ᠲᠤᠬᠢᠶᠠᠬᠤ ᠪᠤᠴᠠᠭᠠᠳ ᠢᠷᠡᠬᠦ ᠦᠭᠡᠢ ᠵᠢᠷᠭᠠᠯ ᠶᠤᠮᠰᠠᠨ ᠠᠢ ᠁ ᠳ᠋ᠠ ᠁ ᠬᠦ᠋ ᠪᠤᠴᠠᠭᠠᠳ ᠢᠷᠡᠬᠦ ᠦᠭᠡᠢ ᠵᠢᠷᠭᠠᠯ ᠶᠤᠮᠰᠠᠨ ᠠᠢ ᠁ ᠳ᠋ᠠ ᠁ ᠬᠦ᠋ ᠪᠤᠴᠠᠭᠠᠳ ᠢᠷᠡᠬᠦ ᠦᠭᠡᠢ ᠵᠢᠷᠭᠠᠯ ᠶᠤᠮᠰᠠᠨ