ZOGNL 作词 : 胡依嘎 作曲 : 白斯乐 编曲/白斯乐 ᠠᠯᠤᠰᠷᠠᠬᠤ ᠮᠢᠩᠭᠠᠨ ᠠᠭᠤᠯᠠᠰ ᠤᠨ ᠤᠷᠤᠢ ᠳ᠋ᠤ ᠠᠶᠢᠯᠠᠳᠬᠠᠨ ᠠᠶᠢᠯᠠᠳᠬᠠᠨ ᠰᠡᠷᠵᠢᠮ ᠡᠷᠬᠦᠶ᠎ᠡ ᠠᠮᠤᠷ ᠮᠡᠨᠳᠦ ᠶ᠋ᠢᠨ ᠵᠦᠩᠨᠡᠯ ᠲᠠᠯᠪᠢᠶ᠎ᠠ ᠠᠯᠲᠠᠢ ᠶ᠋ᠢᠨ ᠬᠦᠭᠡ ᠤᠷᠬᠢᠯ ᠳ᠋ᠤ ᠵᠠᠯᠪᠢᠷᠠᠵᠦ ᠠᠷᠢᠭᠤᠨ ᠴᠠᠭᠠᠨ ᠰᠠᠴᠤᠯᠢ ᠪᠠᠨ ᠡᠷᠭᠦᠶ᠎ᠡ ᠠᠯᠤᠰ ᠬᠤᠯᠠ ᠶ᠋ᠢᠨ ᠠᠶᠠᠨ ᠢᠶᠡᠨ ᠵᠦᠩᠨᠡᠶ᠎ᠡ ᠰᠡᠷᠢᠬᠦᠨ ᠪᠤᠯᠠᠭ ᠤᠨ ᠤᠰᠤᠨ ᠢ ᠲᠡᠭᠡᠳᠦᠯᠡᠵᠦ ᠰᠡᠳᠬᠢᠯ ᠳ᠋ᠤ ᠠᠭᠤᠰᠬᠠᠵᠦ ᠰᠢᠳᠦᠨ ᠬᠠᠶᠢᠷᠠᠯᠠᠶ᠎ᠠ ᠰᠦᠨ ᠴᠠᠭᠠᠨ ᠵᠦᠩᠨᠡᠯ ᠲᠡᠪᠰᠢᠬᠦᠯᠦᠶ᠎ᠡ ᠲᠤᠯᠤᠭᠠᠨ ᠪᠤᠷᠬᠠᠨ ᠤᠳᠤᠨ ᠳ᠋ᠤ ᠲᠠᠭᠠᠳᠬᠠᠵᠦ ᠲᠤᠷᠤᠨ᠎ᠠ ᠶ᠋ᠢᠨ ᠰᠠᠷᠠᠨ ᠳ᠋ᠤ ᠰᠦᠵᠢᠷᠡᠨ ᠮᠡᠬᠦᠶᠢᠵᠦ ᠲᠤᠯᠭᠠᠨ ᠭᠠᠯ ᠳ᠋ᠠᠭᠠᠨ ᠰᠦᠬᠦᠷᠡᠨ ᠮᠦᠷᠬᠦᠶ᠎ᠡ ᠠᠯᠳᠠ ᠴᠡᠩᠭᠡᠷ ᠬᠠᠳᠠᠭ ᠢᠶᠡᠨ ᠲᠡᠯᠭᠡᠨ ᠠᠰᠢᠳᠠ ᠮᠦᠩᠭᠡ ᠶ᠋ᠢᠨ ᠢᠷᠦᠭᠡᠯ ᠲᠡᠪᠰᠢᠬᠦᠯᠦᠶ᠎ᠡ ᠠᠰᠤᠷᠤ ᠲᠡᠭᠷᠢ ᠶ᠋ᠢᠨ ᠶᠤᠰᠤ ᠪᠠᠨ ᠲᠡᠭᠡᠳᠦᠯᠡᠶ᠎ᠡ ᠰᠠᠨᠰᠠᠷ ᠲᠡᠭᠷᠢ ᠶ᠋ᠢᠨ ᠬᠦᠴᠦᠨ ᠳ᠋ᠤ ᠰᠦᠬᠦᠷᠡᠨ ᠰᠠᠷᠠᠨ ᠨᠠᠷᠠᠨ ᠡᠷᠭᠡᠰ ᠲᠤ ᠮᠦᠷᠬᠦᠶ᠎ᠡ ᠰᠠᠯᠭᠤ ᠠᠯᠤᠰ ᠤᠨ ᠠᠮᠢᠳᠤᠷᠠᠯ ᠢᠶᠡᠨ ᠵᠦᠩᠨᠡᠶ᠎ᠡ ᠰᠡᠷᠢᠬᠦᠨ ᠪᠤᠯᠠᠭ ᠤᠨ ᠤᠰᠤᠨ ᠢ ᠲᠡᠭᠡᠳᠦᠯᠡᠵᠦ ᠰᠡᠳᠬᠢᠯ ᠳ᠋ᠤ ᠠᠭᠤᠰᠬᠠᠵᠦ ᠰᠢᠳᠦᠨ ᠬᠠᠶᠢᠷᠠᠯᠠᠶ᠎ᠠ ᠰᠦᠨ ᠴᠠᠭᠠᠨ ᠵᠦᠩᠨᠡᠯ ᠲᠡᠪᠰᠢᠬᠦᠯᠦᠶ᠎ᠡ ᠲᠤᠯᠤᠭᠠᠨ ᠪᠤᠷᠬᠠᠨ ᠤᠳᠤᠨ ᠳ᠋ᠤ ᠲᠠᠭᠠᠳᠬᠠᠵᠦ ᠲᠤᠷᠤᠨ᠎ᠠ ᠶ᠋ᠢᠨ ᠰᠠᠷᠠᠨ ᠳ᠋ᠤ ᠰᠦᠵᠢᠷᠡᠨ ᠮᠡᠬᠦᠶᠢᠵᠦ ᠲᠤᠯᠭᠠᠨ ᠭᠠᠯ ᠳ᠋ᠠᠭᠠᠨ ᠰᠦᠬᠦᠷᠡᠨ ᠮᠦᠷᠬᠦᠶ᠎ᠡ