Nuqihan setgel in ug 作词 : K-AN 作曲 : hiphop int SANG: ᠬᠦᠮᠦᠨ ᠵᠤᠨ ᠤ ᠤᠷᠤᠰᠬᠠᠯ ᠳᠤᠮᠳᠠ ᠬᠤᠷᠸ᠎ᠠ ᠨᠠᠮ᠎ᠠ ᠶᠢ ᠴᠢᠮ᠎ᠠ ᠲᠠᠢ ᠤᠴᠠᠷᠠᠭᠤᠯᠤᠯ᠎ᠠ ᠵᠠᠭᠤᠷᠠᠳᠠ ᠶᠢᠨ ᠡᠨᠡᠬᠡᠨ ᠠᠮᠢᠳᠤᠷᠠᠯ ᠳ᠋ᠦ ᠪᠢ ᠵᠦᠪᠬᠡᠨ ᠴᠢᠮ᠎ᠠ ᠳ᠋ᠦ ᠪᠡᠨ ᠲᠤᠷᠠᠯᠠᠵᠠᠢ᠂ ᠬᠠᠷᠠᠴᠠ ᠲᠤᠯᠭᠠᠷᠠᠭᠰᠠᠨ ᠲᠡᠷᠡ ᠮᠦᠴᠡ ᠬᠠᠢᠯᠭᠠᠨ ᠰᠡᠳᠬᠢᠯ᠂ ᠴᠠᠢᠯᠭᠠᠨ ᠵᠠᠩ ᠳ᠋ᠦ ᠴᠢᠨᠢ ᠲᠡᠩᠳᠡᠭᠦᠦ ᠪᠢ ᠰᠣᠭᠲᠤᠭᠤᠷᠤᠯ᠎ᠠ᠂ ᠪᠢ ᠴᠢᠨᠢ ᠴᠢᠮ᠎ᠠ ᠳ᠋ᠦ ᠪᠡᠨ ᠬᠠᠢᠷᠠᠲᠠᠢ ᠭᠡᠬᠦ ᠳᠡᠭᠡᠨ ᠡᠳᠡᠭᠡᠷ ᠵᠦᠢᠯᠡᠰ ᠢ ᠴᠢᠮ᠎ᠠ ᠳ᠋ᠦ ᠶᠠᠷᠢᠬᠤ ᠵᠣᠷᠢᠭ ᠦᠭᠡᠢ ᠴᠢᠮ᠎ᠠ ᠲᠠᠢ ᠬᠠᠷᠠᠴᠠ ᠮᠦᠷᠭᠦᠯᠳᠡᠪᠡᠯ ᠬᠠᠮᠤᠭ ᠵᠦᠢᠯᠡᠰ ᠮᠠᠷᠳᠠᠭᠳᠠᠨ ᠴᠢᠮ᠎ᠠ ᠲᠠᠢ ᠤᠴᠠᠷᠠᠭᠰᠠᠨ ᠪᠣᠯ ᠠᠮᠢᠳᠤᠷᠠᠯ ᠤᠨ ᠬᠠᠮᠤᠭ ᠲᠣᠮᠤ ᠪᠡᠯᠡᠭ ᠴᠢᠮ᠎ᠠ ᠶᠢ ᠪᠣᠳᠤᠬᠤ ᠪᠦᠷᠢ ᠰᠡᠳᠬᠢᠯ ᠮᠢᠨᠢ ᠪᠠᠶᠠᠰᠤᠭᠠᠳ ᠪᠣᠷᠤᠭᠠᠨ ᠱᠠᠭᠠᠵᠤ ᠬᠠᠯᠠᠭᠤᠨ ᠤᠨᠠᠭᠰᠠᠨ ᠴᠤ ᠪᠤᠷᠤᠬᠠᠨ ᠵᠢᠷᠦᠬᠡ ᠴᠢᠮ᠎ᠠ ᠤᠷᠤᠭᠤ ᠴᠢᠨᠤ ᠬᠠᠢᠷᠠᠲᠠᠢ ᠵᠦᠢᠯᠡᠰ ᠪᠦᠬᠦᠨ ᠳ᠋ᠦ ᠪᠢ ᠳᠤᠷᠠᠳᠠᠢ᠂ ᠴᠢᠨᠤ ᠢᠨᠢᠶᠡᠳᠦ ᠮᠢᠨᠤ ᠬᠠᠢᠷ᠎ᠠ ᠶᠢ ᠲᠠᠲᠠᠭᠰᠠᠨ᠂ ᠮᠢᠨᠤ ᠬᠠᠢᠷ᠎ᠠ ᠵᠦᠪᠬᠡᠨ ᠴᠢᠮ᠎ᠠ ᠳ᠋ᠦ ᠪᠡᠨ ᠰᠢᠤ᠂ TIZA: ᠬᠠᠷᠠᠴᠠ ᠶᠢ ᠪᠤᠯᠢᠶᠠᠭᠰᠠᠨ ᠲᠡᠷᠡᠬᠡᠨ ᠮᠦᠴᠡ ᠡᠴᠠ ᠬᠠᠢᠷ᠎ᠠ ᠶᠢ ᠲᠠᠲᠠᠭᠰᠠᠨ ᠳ᠋ᠠ ᠴᠢ ᠬᠠᠢᠯᠭᠠᠨ ᠴᠠᠢᠯᠭᠠᠨ ᠢᠶ᠋ᠢᠶᠡᠳᠦ ᠪᠠᠷ ᠢᠶᠡᠨ ᠬᠠᠳᠠᠨ ᠵᠢᠷᠦᠬᠡ ᠶᠢ ᠠᠭᠤᠰᠬ᠎ᠠ ᠬᠠᠷᠠᠭᠰᠠᠨ᠂ ᠰᠠᠨᠠᠭᠰᠠᠨ᠂ ᠳᠤᠷᠠᠯᠠᠭᠰᠠᠨ ᠮᠢᠨᠤ ᠰᠡᠳᠬᠢᠯ ᠬᠠᠭᠠᠨ ᠲᠡᠭᠷᠢ ᠶᠢᠨ ᠦᠬᠢᠨ ᠴᠢᠮ᠎ᠠ ᠳ᠋ᠦ ᠦᠭᠬᠦ ᠶᠢ ᠮᠢᠨᠢ ᠵᠦᠪᠰᠢᠶᠡᠷᠢ ᠰᠠᠭᠠᠭᠠᠲᠠᠨ ᠦᠨᠵᠢᠨ ᠶᠠᠭ ᠲᠡᠷᠡ ᠴᠠᠭ ᠲᠤ᠂ ᠰᠠᠷᠠᠨ ᠲᠤᠶᠠᠭ᠎ᠠ ᠴᠢᠮ᠎ᠠ ᠳ᠋ᠦ ᠲᠣᠰᠬᠤ ᠳ᠋ᠦ ᠰᠢᠨᠡᠬᠡᠨ ᠨᠠᠷᠠᠨ ᠤ ᠰᠢᠷᠢᠰ ᠭᠡᠷᠡᠯ ᠰᠡᠮᠡᠭᠡᠷ ᠨᠠᠮ᠎ᠠ ᠶᠢ ᠭᠡᠷᠡᠯᠳᠡᠭᠦᠯᠵᠦ ᠴᠠᠭ ᠢ ᠮᠠᠷᠳᠠᠨ ᠡᠳᠦᠷ ᠢ ᠤᠷᠬᠢᠨ ᠴᠢᠮ᠎ᠠ ᠶᠢ ᠪᠤᠳᠤᠳᠠᠭ ᠪᠤᠯᠤᠭᠰᠠᠨ ᠬᠠᠷᠠᠬᠤ ᠪᠤᠯᠭᠠᠨ ᠠᠭᠤᠯᠵᠠᠬᠤ ᠪᠦᠷᠢ ᠴᠢᠮ᠎ᠠ ᠳ᠋ᠦ ᠬᠣᠷᠣᠭᠳᠠᠬᠤ ᠪᠤᠯᠤᠭᠰᠠᠨ SANG: ᠠᠩᠬ᠎ᠠ ᠤᠴᠠᠷᠠᠭᠰᠠᠨ ᠲᠡᠷᠡ ᠡᠳᠦᠷ ᠡᠴᠠ ᠬᠣᠢᠰᠢ ᠠᠷᠢᠭᠤᠨ ᠬᠠᠢᠷ᠎ᠠ ᠶᠢᠨ ᠡᠵᠡᠨ ᠮᠢᠨᠢ ᠴᠢᠨᠤ ᠪᠣᠯᠤᠭᠰᠠᠨ ᠠᠯᠠᠭ ᠨᠢᠳᠦᠨ ᠪᠦᠰᠡᠭᠦᠢ ᠮᠢᠨᠢ ᠠᠮᠢᠳᠤᠷᠠᠯ ᠳ᠋ᠦ ᠮᠢᠨᠢ ᠤᠳᠬ᠎ᠠ ᠠᠪᠴᠢᠷᠠᠯ᠎ᠠ ONE $TEP: ᠵᠢᠷᠦᠬᠡᠨ ᠴᠤᠬᠢᠯᠭ᠎ᠠ ᠶᠢ ᠬᠤᠷᠳᠤᠳᠬᠠᠭᠰᠠᠨ ᠲᠡᠷᠡᠬᠡᠨ ᠬᠠᠢᠷ᠎ᠠ ᠮᠢᠨᠢ ᠴᠢ ᠪᠠᠢᠯ᠎ᠠ ᠵᠦᠪᠬᠡᠨ ᠴᠢᠮ᠎ᠠ ᠳ᠋ᠦ ᠪᠡᠨ ᠭᠡᠰᠡᠨ ᠦᠭᠡ ᠶᠢ ᠳᠡᠩᠳᠡᠭᠦᠦ ᠣᠯᠠᠨ ᠶᠠᠷᠢᠵᠤ ᠪᠠᠢᠯ᠎ᠠ ᠬᠠᠢᠷᠠᠯᠠᠨ᠎ᠠ ᠳᠤᠷᠠᠯᠠᠨ᠎ᠠ ᠭᠡᠰᠡᠨ ᠦᠭᠡᠨ ᠦ ᠣᠳᠬ᠎ᠠ ᠭᠦᠨ ᠪᠠᠢᠳᠠᠭ ᠬᠠᠶᠠ ᠲᠡᠭᠦᠨ ᠢ ᠣᠢᠯᠭᠠᠬᠤ ᠴᠠᠭ ᠮᠦᠴᠡ ᠢᠷᠡᠵᠤ ᠪᠠᠢᠳᠠᠭ ᠬᠠᠷᠠᠴᠠᠨ ᠳ᠋ᠦ ᠮᠢᠨᠢ ᠴᠢᠨᠤ ᠬᠠᠢᠷ᠎ᠠ ᠶᠢᠨ ᠲᠤᠬᠠᠢ ᠦᠭᠡ ᠲᠤᠳᠤᠷᠠᠵᠤ ᠪᠠᠢᠬᠤ ᠳ᠋ᠦ ᠵᠦᠪᠬᠡᠨ ᠴᠢ ᠮᠢᠨᠢ ᠣᠯᠵᠤ ᠮᠡᠳᠡᠵᠤ ᠣᠢᠯᠭᠠᠵᠤ ᠪᠠᠢᠬᠤ ᠶᠣᠰᠣᠲᠠᠢ᠂ ᠬᠠᠢᠷᠠᠯᠠᠨ᠎ᠠ᠂ ᠬᠠᠢᠷᠠᠯᠠᠨ᠎ᠠ ᠭᠡᠬᠦ ᠳ᠋ᠦ ᠬᠡᠵᠢᠶᠡᠳᠡ ᠠᠮᠠ ᠪᠠᠷᠳᠠᠮ ᠰᠠᠨᠠᠭ᠎ᠠ ᠪᠤᠳᠣᠯ ᠵᠦᠪᠬᠡᠨ ᠴᠢᠮ᠎ᠠ ᠪᠠᠷ ᠳᠦᠭᠦᠷᠡᠩ SANG: ᠬᠦᠮᠦᠨ ᠵᠤᠨ ᠤ ᠤᠷᠤᠰᠬᠠᠯ ᠳᠤᠮᠳᠠ ᠬᠤᠷᠸ᠎ᠠ ᠨᠠᠮ᠎ᠠ ᠶᠢ ᠴᠢᠮ᠎ᠠ ᠲᠠᠢ ᠤᠴᠠᠷᠠᠭᠤᠯᠤᠯ᠎ᠠ ᠵᠠᠭᠤᠷᠠᠳᠠ ᠶᠢᠨ ᠡᠨᠡᠬᠡᠨ ᠠᠮᠢᠳᠤᠷᠠᠯ ᠳ᠋ᠦ ᠪᠢ ᠵᠦᠪᠬᠡᠨ ᠴᠢᠮ᠎ᠠ ᠳ᠋ᠦ ᠪᠡᠨ ᠲᠤᠷᠠᠯᠠᠵᠠᠢ᠂ ᠬᠠᠷᠠᠴᠠ ᠲᠤᠯᠭᠠᠷᠠᠭᠰᠠᠨ ᠲᠡᠷᠡ ᠮᠦᠴᠡ ᠬᠠᠢᠯᠭᠠᠨ ᠰᠡᠳᠬᠢᠯ᠂ ᠴᠠᠢᠯᠭᠠᠨ ᠵᠠᠩ ᠳ᠋ᠦ ᠴᠢᠨᠢ ᠲᠡᠩᠳᠡᠭᠦᠦ ᠪᠢ ᠰᠣᠭᠲᠤᠭᠤᠷᠤᠯ᠎ᠠ᠂ ᠪᠢ ᠴᠢᠨᠢ ᠴᠢᠮ᠎ᠠ ᠳ᠋ᠦ ᠪᠡᠨ ᠬᠠᠢᠷᠠᠲᠠᠢ TIZA: ᠬᠠᠢᠷᠠᠲᠠᠢ ᠭᠡᠰᠡᠨ ᠨᠢᠭᠡ ᠯᠠ ᠦᠭᠡ ᠬᠠᠷᠢᠨ ᠬᠡᠯᠡᠬᠦ ᠳ᠋ᠦ ᠬᠡᠴᠡᠭᠦᠦ ᠪᠠᠢᠵᠠᠢ ᠬᠠᠵᠠᠭᠤ ᠪᠠᠷ ᠴᠢᠨᠢ ᠡᠷᠭᠢᠵᠤ ᠪᠠᠢᠭᠰᠠᠨ ᠴᠤ ᠬᠠᠮᠤᠭ ᠪᠤᠳᠤᠯ ᠢᠶᠠᠨ ᠶᠠᠷᠢᠭ᠎ᠠ ᠦᠭᠡᠢ ᠴᠡᠪᠡᠷ ᠭᠡᠭᠡᠨᠴᠢᠷ ᠴᠢᠮ᠎ᠠ ᠳ᠋ᠦ ᠬᠠᠨᠳᠤᠨ ᠬᠠᠨᠢᠯᠠᠬᠤ ᠶᠢ ᠳᠠᠩᠴᠤ ᠪᠤᠳᠤᠭᠰᠠᠨ ᠴᠤ ᠴᠡᠭᠡᠵᠢ ᠪᠡᠨ ᠪᠠᠯᠪᠠᠨ ᠳᠠᠭᠤ ᠦᠭᠡᠢ ᠬᠣᠴᠣᠴᠣᠭᠰᠠᠨ ᠳ᠋ᠦ ᠪᠡᠨ ᠬᠠᠷᠠᠮᠰᠠᠵᠤ ᠦᠪᠡᠷ ᠢ ᠪᠡᠨ ᠪᠤᠷᠤᠭᠤᠰᠢᠶᠠᠯ᠎ᠠ ᠵᠠᠪᠰᠢᠶᠠᠨ ᠲᠠᠬᠢᠵᠤ ᠢᠷᠡᠨ᠎ᠡ ᠢᠤ ᠲᠤᠬᠢᠶᠠᠯ ᠲᠠᠬᠢᠵᠤ ᠤᠯᠳᠠᠨ᠎ᠠ ᠢᠦ ᠬᠠᠢᠷ᠎ᠠ ᠶᠢᠨ ᠪᠤᠷᠬᠠᠨ ᠨᠠᠮ᠎ᠠ ᠶᠢ ᠢᠪᠡᠭᠡᠵᠤ ᠬᠠᠢᠷᠠᠨ ᠴᠢᠮ᠎ᠠ ᠶᠢ ᠪᠤᠤ ᠯᠠ ᠬᠣᠯᠳᠠᠭᠤᠯ᠎ᠠ ᠲᠠᠬᠢᠨ ᠨᠠᠳᠠ ᠳ᠋ᠦ ᠵᠠᠪᠰᠢᠶᠠᠨ ᠪᠠᠢᠪᠠᠯ ᠲᠠᠬᠢᠵᠤ ᠴᠢᠮ᠎ᠠ ᠶᠢ ᠦᠩᠭᠡᠷᠡᠭᠡᠬᠦ ᠦᠭᠡᠢ ᠠᠬᠢᠨ ᠨᠠᠳᠠ ᠳ᠋ᠦ ᠳᠤᠬᠢᠶᠠᠯ ᠪᠠᠢᠪᠠᠯ ᠠᠯᠢᠪᠠ ᠦᠭᠡ ᠪᠡᠨ ᠨᠢᠭᠤᠬᠤ ᠦᠭᠡᠢ SANG: ᠬᠦᠮᠦᠨ ᠵᠤᠨ ᠤ ᠤᠷᠤᠰᠬᠠᠯ ᠳᠤᠮᠳᠠ ᠬᠤᠷᠸ᠎ᠠ ᠨᠠᠮ᠎ᠠ ᠶᠢ ᠴᠢᠮ᠎ᠠ ᠲᠠᠢ ᠤᠴᠠᠷᠠᠭᠤᠯᠤᠯ᠎ᠠ ᠵᠠᠭᠤᠷᠠᠳᠠ ᠶᠢᠨ ᠡᠨᠡᠬᠡᠨ ᠠᠮᠢᠳᠤᠷᠠᠯ ᠳ᠋ᠦ ᠪᠢ ᠵᠦᠪᠬᠡᠨ ᠴᠢᠮ᠎ᠠ ᠳ᠋ᠦ ᠪᠡᠨ ᠲᠤᠷᠠᠯᠠᠵᠠᠢ᠂ ONE $TEP: ᠠᠮᠢᠳᠤᠷᠠᠯ ᠤᠨ ᠵᠠᠮ ᠳ᠋ᠦ ᠪᠡᠨ ᠴᠢᠮ᠎ᠠ ᠲᠠᠢ ᠤᠴᠠᠷᠠᠬᠤ ᠲᠡᠷᠡ ᠪᠤᠯ ᠮᠢᠨᠤ ᠵᠢᠷᠭᠠᠯ ᠠᠯᠢᠪᠠ ᠪᠦᠬᠦᠨ ᠢᠶᠡᠨ ᠵᠣᠷᠢᠭᠤᠯᠬᠤ ᠭᠡᠰᠡᠨ ᠲᠡᠷᠡ ᠪᠤᠯ ᠮᠢᠨᠤ ᠪᠣᠳᠤᠯ ᠢᠳᠡᠭᠡᠶ᠎ᠡ ᠳᠡᠳᠬᠦᠶ᠎ᠡ ᠭᠡᠵᠤ ᠬᠡᠯᠡᠭᠰᠡᠨ ᠪᠢᠳᠠ ᠬᠤᠶᠠᠷ ᠤᠨ ᠠᠮᠠᠯᠠᠯᠲᠠ ᠢᠷᠡᠬᠦ ᠮᠠᠷᠭᠠᠰᠢ ᠶᠢᠨ ᠬᠠᠢᠷ᠎ᠠ ᠶᠢᠨ ᠠᠮᠢᠰᠬᠤᠯ ᠤᠯᠠᠮ ᠰᠢᠨ᠎ᠡ ᠰᠤᠷᠭᠤᠭ ᠭᠤᠸᠠᠯᠢᠭ ᠲᠦᠷᠦᠭᠰᠡᠨ ᠲᠡᠷᠡ ᠦᠬᠢᠨ ᠴᠢ ᠪᠤᠯ ᠮᠢᠨᠤ ᠵᠠᠮᠴᠢ ᠭᠤᠲᠤᠷᠠᠵᠤ ᠵᠦᠳᠡᠷᠡᠵᠦ ᠪᠠᠢᠬᠤ ᠳ᠋ᠦ ᠴᠢᠨᠢ ᠪᠢ ᠪᠤᠯ ᠴᠢᠨᠤ ᠲᠦᠰᠢᠭ ᠴᠢᠮ᠎ᠠ ᠳᠠᠭᠠᠨ ᠪᠢ ᠴᠢᠨᠢ ᠬᠠᠢᠷᠠᠲᠠᠢ ᠪᠤᠯᠬᠤᠷ ᠬᠠᠷᠠᠮᠯᠠᠵᠤ ᠪᠠᠢᠳᠠᠭ ᠨᠠᠳᠠ ᠳᠠᠭᠠᠨ ᠴᠢ ᠮᠢᠨᠢ ᠬᠠᠢᠷ᠎ᠠ ᠪᠠᠨ ᠦᠭᠭᠦᠭᠡᠴᠢ ᠬᠠᠢᠷ᠎ᠠ ᠪᠠᠨ ᠦᠭᠭᠦᠭᠡᠴᠢ SANG: ᠬᠦᠮᠦᠨ ᠵᠤᠨ ᠤ ᠤᠷᠤᠰᠬᠠᠯ ᠳᠤᠮᠳᠠ ᠬᠤᠷᠸ᠎ᠠ ᠨᠠᠮ᠎ᠠ ᠶᠢ ᠴᠢᠮ᠎ᠠ ᠲᠠᠢ ᠤᠴᠠᠷᠠᠭᠤᠯᠤᠯ᠎ᠠ ᠵᠠᠭᠤᠷᠠᠳᠠ ᠶᠢᠨ ᠡᠨᠡᠬᠡᠨ ᠠᠮᠢᠳᠤᠷᠠᠯ ᠳ᠋ᠦ ᠪᠢ ᠵᠦᠪᠬᠡᠨ ᠴᠢᠮ᠎ᠠ ᠳ᠋ᠦ ᠪᠡᠨ ᠲᠤᠷᠠᠯᠠᠵᠠᠢ᠂ ᠬᠠᠷᠠᠴᠠ ᠲᠤᠯᠭᠠᠷᠠᠭᠰᠠᠨ ᠲᠡᠷᠡ ᠮᠦᠴᠡ ᠬᠠᠢᠯᠭᠠᠨ ᠰᠡᠳᠬᠢᠯ᠂ ᠴᠠᠢᠯᠭᠠᠨ ᠵᠠᠩ ᠳ᠋ᠦ ᠴᠢᠨᠢ ᠲᠡᠩᠳᠡᠭᠦᠦ ᠪᠢ ᠰᠣᠭᠲᠤᠭᠤᠷᠤᠯ᠎ᠠ᠂ ᠪᠢ ᠴᠢᠨᠢ ᠴᠢᠮ᠎ᠠ ᠳ᠋ᠦ ᠪᠡᠨ ᠬᠠᠢᠷᠠᠲᠠᠢ ᠬᠦᠮᠦᠨ ᠵᠤᠨ ᠤ ᠤᠷᠤᠰᠬᠠᠯ ᠳᠤᠮᠳᠠ ᠬᠤᠷᠸ᠎ᠠ ᠨᠠᠮ᠎ᠠ ᠶᠢ ᠴᠢᠮ᠎ᠠ ᠲᠠᠢ ᠤᠴᠠᠷᠠᠭᠤᠯᠤᠯ᠎ᠠ ᠵᠠᠭᠤᠷᠠᠳᠠ ᠶᠢᠨ ᠡᠨᠡᠬᠡᠨ ᠠᠮᠢᠳᠤᠷᠠᠯ ᠳ᠋ᠦ ᠪᠢ ᠵᠦᠪᠬᠡᠨ ᠴᠢᠮ᠎ᠠ ᠳ᠋ᠦ ᠪᠡᠨ ᠲᠤᠷᠠᠯᠠᠵᠠᠢ᠂